ᠨᠠᠮᠠᠭᠠᠨ ᠳᠠᠭᠠᠨ ᠳᠡᠢᠢᠯᠦᠭᠳᠡᠭᠰᠡᠨ ᠪᠤᠭᠤᠷᠤᠯ ᠬᠠᠢᠢᠯᠠᠰᠤ ᠰᠢᠬ
ᠪᠦᠷᠲᠦᠢᠢᠬᠦ ᠪᠠᠷᠠ ᠨᠢ ᠦᠭᠡᠢᠢᠯᠡᠭᠳᠡᠭᠡᠳ ᠪᠠᠢᠢᠬᠤ ᠶᠤᠮ
ᠨᠠᠮᠤᠷ ᠤᠨ ᠨᠠᠮᠤᠷ ᠲᠠᠭᠠᠨ ᠭᠠᠩᠳᠠᠬᠰᠠᠨ ᠳᠡᠪᠡᠯ ᠨᠢ
ᠪᠦᠭᠴᠦᠭᠡᠷ ᠨᠢᠷᠤᠭᠤᠨ ᠳᠤ ᠨᠢ ᠡᠯᠡᠭᠳᠡᠭᠡᠳ ᠪᠠᠢᠢᠨᠠ
ᠵᠢᠷᠭᠠᠯ ᠤᠨ ᠲᠤᠷᠭᠠᠨ ᠳᠡᠭᠡᠷᠡ ᠲᠤᠭᠯᠠᠭᠤᠯᠤᠭᠠ ᠦᠭᠡᠢ ᠴᠤ
ᠠᠷᠭᠠᠯ ᠤᠨ ᠭᠠᠯ ᠶᠢᠡᠷ ᠵᠢᠡᠨ ᠨᠠᠮᠠᠢᠢ ᠪᠠᠨ ᠳᠤᠯᠠᠭᠠᠯᠠᠬᠰᠠᠨ
ᠪᠤᠷᠬᠠᠨ ᠰᠡᠳᠭᠢᠯᠲᠦ ᠡᠵᠢ ᠯᠡ ᠮᠢᠨᠢ
ᠪᠤᠶᠠᠨ ᠶᠢᠡᠨ ᠡᠳ᠍ᠯᠡᠬᠦ ᠪᠤᠯᠤᠭᠠᠰᠠᠢ
ᠪᠤᠳᠤᠯ ᠳᠤ ᠨᠢ ᠪᠤᠤ ᠯᠠ ᠪᠠᠭᠤᠭᠠᠰᠠᠢ
ᠭᠠᠵᠠᠷ ᠤᠨ ᠬᠤᠯᠠ ᠡᠴᠡ ᠰᠠᠨᠠᠬᠰᠠᠨ ᠤ ᠬᠢᠨᠢ ᠬᠠᠷᠢᠭᠤ ᠳᠤ
ᠭᠠᠷ ᠲᠠᠭᠠᠨ ᠶᠠᠭᠤ ᠲᠠᠢ ᠤᠴᠢᠯᠠ ᠪᠢ ᠴᠢᠨᠢ ᠬᠦ᠋
ᠳᠤᠭᠤᠯᠳᠠᠵᠤ ᠲᠤᠰᠤᠩᠬᠠᠨ ᠠᠯᠬᠤᠵᠤ ᠶᠠᠪᠤᠬᠤ ᠳᠤ ᠨᠢ
ᠲᠤᠬᠤᠢ ᠡᠴᠡ ᠨᠢ ᠬᠢᠴᠢᠶᠡᠵᠦ ᠲᠦᠰᠢᠯᠠ ᠬᠦ᠋
ᠵᠢᠷᠭᠠᠯ ᠤᠨ ᠲᠤᠷᠭᠠᠨ ᠳᠡᠭᠡᠷᠡ ᠲᠤᠭᠯᠠᠭᠤᠯᠤᠭᠠ ᠦᠭᠡᠢ ᠴᠤ
ᠠᠷᠭᠠᠯ ᠤᠨ ᠭᠠᠯ ᠶᠢᠡᠷ ᠶᠢᠡᠨ ᠨᠠᠮᠠᠢᠢ ᠪᠠᠨ ᠳᠤᠯᠠᠭᠠᠯᠠᠬᠰᠠᠨ
ᠪᠤᠷᠬᠠᠨ ᠰᠡᠳᠭᠢᠯᠲᠦ ᠡᠵᠢ ᠯᠡ ᠮᠢᠨᠢ
ᠪᠤᠶᠠᠨ ᠶᠢᠡᠨ ᠡᠳ᠍ᠯᠡᠬᠦ ᠪᠤᠯᠤᠭᠠᠰᠠᠢ
ᠪᠤᠳᠤᠯ ᠳᠤ ᠨᠢ ᠪᠤᠤ ᠯᠠ ᠪᠠᠭᠤᠭᠠᠰᠠᠢ
ᠪᠤᠶᠠᠨ ᠶᠢᠡᠨ ᠡᠳ᠍ᠯᠡᠬᠦ ᠪᠤᠯᠤᠭᠠᠰᠠᠢ
ᠪᠤᠷᠬᠠᠨ ᠰᠡᠳᠭᠢᠯᠲᠦ ᠡᠵᠢ ᠯᠡ ᠮᠢᠨᠢ