ᠬᠤᠨᠢ ᠶᠢᠨ ᠪᠡᠯᠴᠢᠭᠡᠷ ᠮᠢᠨᠢ ᠦᠭᠡᠢᠢᠷᠡᠭᠡᠳ ᠪᠠᠢᠢᠨᠠ
ᠬᠤᠵᠢᠭᠡᠷ ᠲᠠᠯᠠ ᠮᠢᠨᠢ ᠰᠢᠷᠠᠯᠠᠭᠠᠳ ᠪᠠᠢᠢᠨᠠ
ᠬᠠᠪᠤᠷ ᠴᠡᠬ ᠤᠨ ᠭᠠᠯᠠᠭᠤᠨ ᠰᠦᠷᠦᠭ ᠤᠨ
ᠭᠠᠩᠭᠠᠨᠠᠳᠤᠬᠤ ᠳᠠᠭᠤ ᠨᠢ ᠬᠤᠯᠠᠳᠠᠭᠠᠳ ᠪᠠᠢᠢᠨᠠ
ᠮᠦᠩᠭᠦ ᠤᠷᠭᠤᠬᠰᠠᠨ ᠨᠤᠲᠤᠭ ᠲᠠᠭᠠᠨ
ᠬᠤᠭᠤᠰᠤᠨ ᠦᠭᠡ ᠪᠡᠷ ᠰᠠᠨᠠᠭᠠ ᠪᠠᠨ ᠬᠠᠭᠤᠷᠴᠦ
ᠬᠤᠵᠢᠭᠢᠷ ᠲᠠᠯᠠ ᠪᠠᠨ ᠮᠠᠬᠲᠠᠨ ᠳᠠᠭᠤᠯᠠᠨᠠ
ᠠᠷᠢᠬᠢᠨ ᠤ ᠬᠠᠯᠠᠭᠤᠨ ᠳᠤ ᠮᠠᠩᠰᠢᠭᠤᠷᠠᠭᠠᠳ
ᠠᠪᠤ ᠶᠢᠨ ᠨᠤᠲᠤᠭ ᠪᠠᠨ ᠮᠠᠷᠲᠠᠭᠠᠳ
ᠵᠠᠮ ᠤᠨ ᠵᠠᠬᠠ ᠶᠢᠨ ᠬᠤᠵᠠ ᠪᠤᠯᠤᠬᠰᠠᠨ
ᠮᠤᠷᠢᠨ ᠨᠢᠷᠤᠭᠤᠨ ᠡᠴᠡ ᠭᠡᠭᠡᠭᠳᠡᠭᠡᠳ
ᠮᠤᠲ᠋ᠤᠷ ᠲᠡᠷᠭᠡᠨ ᠤ ᠪᠤᠭᠤᠯ ᠪᠤᠯᠤᠬᠰᠠᠨ
ᠮᠠᠨ ᠤ ᠮᠤᠩᠭᠤᠯ ᠤᠨ ᠡᠨᠡ ᠦᠶᠡ ᠮᠢᠨᠢ
ᠴᠢᠩᠭᠢᠰ ᠬᠠᠭᠠᠨ ᠮᠢᠨᠢ ᠬᠠᠮᠢᠭᠠ ᠪᠠᠢᠢᠬᠤ ᠪᠤᠢ
ᠬᠤᠪᠢᠯᠠᠢ ᠬᠠᠭᠠᠨ ᠮᠢᠨᠢ ᠬᠠᠮᠢᠭᠠ ᠪᠠᠢᠢᠬᠤ ᠪᠤᠢ
ᠮᠠᠨ ᠤ ᠮᠤᠩᠭᠤᠯ ᠤᠨ ᠡᠨᠡ ᠦᠶᠡ ᠮᠢᠨᠢ